ᠬᠥᠳᠡᠭᠡ ᠲᠣᠰᠬᠤᠨ ᠳᠤ ᠲᠥᠮᠥᠰᠥ ᠪᠣᠯ ᠲᠠᠷᠢᠶᠠᠴᠢᠨ ᠠᠶᠢᠯ ᠳᠤ ᠦᠷᠭᠦᠯᠵᠢ ᠬᠠᠷᠠᠭᠳᠠᠳᠠᠭ ᠢᠳᠡᠰᠢᠨ ᠨᠣᠭᠤᠭᠠᠨ ᠤ ᠲᠥᠷᠥᠯ ᠤᠨ ᠢᠳᠡᠭᠡᠨ ᠤ ᠨᠢᠭᠡ | ᠪᠣᠯᠤᠨ᠎ᠠ᠃ ᠡᠪᠦᠯ ᠬᠠᠪᠤᠷ ᠤᠨ ᠬᠠᠬᠢᠷ ᠬᠦᠢᠲᠡᠨ ᠤᠯᠠᠷᠢᠯ ︵ᠢᠯᠠᠩᠭᠤᠶ᠎ᠠ ᠪᠣᠷᠣᠭᠠᠨ ᠴᠠᠰᠤ ᠲᠠᠢ ᠴᠠᠭ ᠠᠭᠤᠷ︶ ᠳᠤ ᠤᠷᠤᠭᠰᠠᠨ ᠤ ᠳᠠᠷᠠᠭ᠎ᠠ᠂ ᠵᠠᠷᠢᠮ ᠬᠤᠨᠢᠴᠢᠨ | ᠦᠷᠭᠦᠯᠵᠢ ᠨᠠᠬᠢᠶᠠᠯᠠᠭᠰᠠᠨ ᠪᠤᠶᠤ ᠢᠯᠵᠢᠷᠡᠭᠰᠡᠨ ᠲᠥᠮᠥᠰᠥ ᠪᠠᠷ ᠨᠣᠭᠤᠭᠠᠨ ᠪᠣᠷᠳᠤᠭ᠎ᠠ ᠶᠢ ᠣᠷᠣᠯᠠᠭᠤᠯᠵᠤ ᠬᠤᠨᠢᠨ ᠤ ᠰᠦᠷᠦᠭ ᠢᠶᠠᠨ ᠲᠡᠵᠢᠭᠡᠳᠡᠭ᠃ ᠪᠠᠰᠠ ᠨᠢᠭᠡ | ᠪᠦᠯᠦᠭ ᠬᠤᠨᠢ ᠲᠡᠵᠢᠭᠡᠬᠦ ᠲᠠᠯᠠᠪᠠᠶ ᠶᠢᠨ ᠡᠷᠦᠬᠡ ᠨᠢ ᠵᠭᠡᠨᠲᠡ ᠰᠣᠶᠣᠭᠠᠯᠠᠭᠰᠠᠨ ᠪᠤᠶᠤ ᠢᠯᠵᠢᠷᠡᠭᠰᠡᠨ ᠲᠥᠮᠥᠰᠥ ᠲᠡᠵᠢᠭᠡᠳᠡᠭ᠃ ᠬᠠᠷᠢᠨ ᠬᠤᠨᠢᠨ ᠰᠦᠷᠦᠭ | ᠰᠣᠶᠣᠭᠠᠯᠠᠭᠰᠠᠨ ᠪᠤᠶᠤ ᠢᠯᠵᠢᠷᠡᠭᠰᠡᠨ ᠲᠥᠮᠥᠰᠥ ᠶᠢ ᠲᠡᠭᠦᠵᠦ ᠢᠳᠡᠭᠰᠡᠨ ᠤ ᠳᠠᠷᠠᠭ᠎ᠠ᠂ ᠨᠢᠭᠡ ᠪᠦᠯᠦᠭ ᠬᠤᠨᠢ ᠨᠢ ᠲᠥᠮᠥᠰᠥᠨ ᠤ ᠬᠤᠤᠷᠳᠠᠯ ᠳᠤ ᠠᠮᠠᠷᠬᠠᠨ | ᠨᠡᠷᠪᠡᠭᠳᠡᠬᠦ ᠶᠢ ᠮᠡᠳᠡᠬᠦ ᠥᠬᠡᠶ ᠪᠠᠶᠢᠳᠠᠭ᠃ ᠬᠤᠨᠢᠨ ᠳᠤ ᠲᠥᠮᠥᠰᠥᠨ ᠳᠤ ᠬᠤᠣᠷᠳᠠᠭᠳᠠᠪᠠᠯ ᠬᠤᠣᠷᠳᠠᠭᠳᠠᠭᠰᠠᠨ ᠬᠤᠨᠢᠨ ᠤ ᠮᠡᠳᠡᠷᠡᠯ ᠤᠨ ᠰᠢᠰᠲ᠋ᠧᠮ ᠪᠠ | ᠰᠢᠩᠭᠡᠭᠡᠯᠲᠡ ᠶᠢᠨ ᠰᠢᠰᠲ᠋ᠧᠮ ᠤᠨ ᠠᠵᠢᠯᠯᠠᠭ᠎ᠠ ᠶᠢ ᠰᠠᠮᠠᠭᠤᠷᠠᠭᠤᠯᠳᠠᠭ᠂ ᠭᠡᠪᠡᠴᠦ ᠬᠤᠨᠢᠨ ᠳᠤ ᠬᠤᠣᠷᠳᠠᠭᠳᠠᠬᠤ ᠡᠮᠴᠢᠯᠡᠭᠡᠨ ᠤ ᠰᠢᠨᠵᠢ ᠲᠡᠮᠳᠡᠭ ᠨᠢ ᠶᠡᠷᠦ ᠳᠡᠭᠡᠨ | ᠬᠤᠨᠢᠨ ᠤ ᠲᠥᠮᠥᠰᠥᠨ ᠳᠤ ᠬᠤᠣᠷᠳᠠᠭᠳᠠᠬᠤ ᠬᠡᠮᠵᠢᠶ᠎ᠡ ᠶᠢᠨ ᠠᠳᠠᠯᠢ ᠪᠤᠰᠤ ᠠᠴᠠ ᠪᠣᠯᠵᠤ᠂ ᠲᠡᠭᠦᠨ ᠤ ᠡᠮᠴᠢᠯᠡᠭᠡᠨ ᠤ ᠰᠢᠨᠵᠢ ᠲᠡᠮᠳᠡᠭ ᠨᠢ ᠴᠦ ᠨᠡᠯᠢᠶᠡᠳ ᠶᠡᠭᠡ | ᠣᠨᠳᠣᠣ ᠪᠠᠶᠢᠳᠠᠯ ᠲᠠᠢ ᠪᠠᠶᠢᠳᠠᠭ᠃ | ᠡᠩ ᠤᠨ ᠪᠠᠶᠢᠳᠠᠯ ᠳᠤ ᠬᠥᠩᠭᠡᠨ ᠬᠤᠣᠷᠳᠠᠭᠳᠠᠭᠰᠠᠨ ᠬᠤᠨᠢᠨ ᠤ ᠣᠯᠠᠩᠬᠢ ᠨᠢ ᠤᠳᠠᠭᠠᠨ ᠴᠢᠨᠠᠷᠲᠠᠶ ᠬᠤᠣᠷᠳᠠᠯᠭ᠎ᠠ ᠶᠢᠨ ᠥᠩᠭᠡᠷᠡᠯᠲᠡ ᠲᠠᠢ ᠪᠠᠶᠢᠵᠤ᠂ | ᠬᠤᠣᠷᠳᠠᠭᠳᠠᠭᠰᠠᠨ ᠬᠤᠨᠢᠨ ᠤ ᠬᠤᠳᠣᠭᠤᠳᠣ ᠭᠡᠳᠡᠰᠦᠨ ᠤ ᠦᠷᠪᠢᠰᠦᠯ ᠤᠨ ᠰᠢᠨᠵᠢ ᠢᠯᠡᠷᠡᠨ᠎ᠡ᠂ ᠡᠪᠡᠳᠴᠢᠨ ᠤ ᠠᠩᠬ᠎ᠠ ᠳᠤᠮᠳᠠᠳᠤ ᠶᠢᠨ ᠬᠤᠣᠷᠲᠤ ᠬᠤᠨᠢᠨ ᠤ | ᠢᠳᠡᠭᠡᠨ ᠤ ᠳᠤᠷᠠᠰᠢᠯ ᠪᠠᠭᠠᠰᠴᠤ᠂ ᠭᠦᠵᠡᠭᠡᠨ ᠤ ᠭᠦᠷᠪᠡᠯᠵᠡᠯ ᠪᠠᠭᠤᠷᠠᠨ᠂ ᠬᠡᠪᠢᠬᠦ ᠨᠢ ᠬᠠᠶᠠᠭᠳᠠᠬᠤ ᠶᠢᠨ ᠬᠠᠮᠲᠤ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ | ᠬᠠᠪᠤᠳᠬᠤ᠂ ᠰᠢᠯᠦᠰᠦ ᠭᠤᠭᠤᠵᠢᠬᠤ᠂ ᠪᠥᠭᠡᠯᠵᠢᠬᠦ ᠪᠠ ᠬᠤᠷᠭᠤᠰᠣ ᠬᠠᠲᠠᠬᠤ ᠵᠡᠷᠭᠡ ᠡᠪᠡᠳᠴᠢᠨ ᠤ ᠢᠯᠡᠷᠡᠯ ᠲᠠᠢ᠃ ᠬᠤᠣᠷᠳᠠᠭᠳᠠᠭᠰᠠᠨ ᠬᠤᠨᠢᠨ ᠤ ᠬᠤᠳᠣᠭᠤᠳᠣ | ᠭᠡᠳᠡᠰᠦᠨ ᠤ ᠦᠷᠪᠢᠰᠦᠯ ᠲᠦᠷᠭᠡᠨ ᠡᠭᠦᠰᠬᠦ ᠦᠶ᠎ᠡ ᠳᠤ᠂ ᠬᠤᠣᠷᠳᠠᠭᠳᠠᠭᠰᠠᠨ ᠬᠤᠨᠢᠨ ᠳᠤ ᠬᠦᠨᠳᠦ ᠰᠦᠷᠡᠬᠡᠶ ᠰᠠᠭᠤᠯᠭᠠᠬᠤ ᠢᠯᠡᠷᠡᠯ ᠭᠠᠷᠤᠨ᠎ᠠ᠂ ᠬᠤᠣᠷᠳᠠᠭᠳᠠᠭᠰᠠᠨ | ᠬᠤᠨᠢᠨ ᠤ ᠪᠠᠭᠠᠰᠤᠨ ᠳᠤ ᠴᠢᠰᠤ ᠬᠤᠯᠢᠯᠳᠤᠨ᠎ᠠ᠂ ᠬᠤᠣᠷᠳᠠᠭᠳᠠᠭᠰᠠᠨ ᠬᠤᠨᠢᠨ ᠤ ᠴᠤᠭ ᠰᠦᠯᠳᠡ ᠮᠠᠭᠤᠳᠠᠨ᠂ ᠪᠤᠯᠴᠢᠩ ᠮᠢᠬ᠎ᠠ ᠨᠢ ᠰᠤᠯᠠᠷᠠᠵᠤ᠂ ᠪᠡᠶ᠎ᠡ ᠶᠢᠨ | ᠬᠠᠯᠠᠭᠤᠨ ᠨᠢ ᠵᠠᠷᠢᠮ ᠳᠠᠭᠠᠨ ᠥᠨᠳᠥᠷᠵᠢᠵᠦ᠂ ᠬᠤᠰᠬᠢᠨᠠᠭ ᠤᠨ ᠰᠦᠪᠡ᠂ ᠰᠡᠭᠦᠯ ᠤᠨ ᠦᠨᠳᠦᠰᠦ᠂ ᠳᠦᠷᠪᠡᠨ ᠮᠥᠴᠢ ᠶᠢᠨ ᠳᠣᠲᠣᠷ᠎ᠠ ᠲᠠᠯ᠎ᠠ ᠪᠠ ᠬᠥᠬᠦ ᠵᠡᠷᠭᠡ | ᠬᠡᠰᠡᠭ ᠲᠤ ᠠᠷᠠᠰᠤᠨ ᠡᠰᠡᠷᠭᠡᠨ᠎ᠡ ᠭᠠᠷᠴᠤ᠂ ᠵᠠᠪᠠᠵᠢ ᠶᠢᠨ ᠲᠣᠭᠤᠷᠢᠨ ᠳᠤ ᠤᠰᠤᠨ ᠴᠥᠪᠥᠷᠢᠭᠦᠦ ᠶᠢᠨ ᠴᠢᠨᠠᠷᠲᠠᠶ ᠠᠷᠠᠰᠤᠨ ᠤ ᠦᠷᠪᠢᠰᠦᠯ ᠡᠭᠦᠰᠴᠦ᠂ ᠳᠠᠬᠢᠨ | ᠳᠠᠪᠲᠠᠨ ᠬᠥᠳᠡᠯᠵᠦ᠂ ᠡᠪᠦᠯ ᠬᠠᠪᠤᠷ ᠤᠨ ᠤᠯᠠᠷᠢᠯ ᠳᠤ ᠬᠤᠨᠢᠨ ᠤ ᠰᠦᠷᠦᠭ ᠤᠨ ᠪᠣᠷᠳᠣᠬᠤ ᠦᠢᠯᠡᠳᠦᠯ ᠢ ᠬᠦᠨᠳᠦ ᠨᠣᠴᠢᠲᠠᠶ ᠨᠥᠯᠥᠭᠡᠯᠡᠨ᠎ᠡ᠃ | ᠬᠤᠨᠢ ᠢᠮᠠᠭ᠎ᠠ ᠬᠦᠨᠳᠦ ᠬᠤᠣᠷᠳᠠᠭᠳᠠᠬᠤ ᠦᠶ᠎ᠡ ᠳᠤ᠂ ᠬᠤᠣᠷᠳᠠᠭᠳᠠᠭᠰᠠᠨ ᠬᠤᠨᠢ ᠨᠢ ᠢᠯᠡᠷᠬᠡᠶ ᠮᠡᠳᠡᠷᠡᠯ ᠤᠨ ᠡᠪᠡᠳᠴᠢᠨ ᠤ ᠢᠯᠡᠷᠡᠯ ᠲᠠᠢ᠂ ᠡᠪᠡᠳᠴᠢᠨ ᠲᠠᠢ | ᠠᠩᠬ᠎ᠠ ᠳᠤᠮᠳᠠᠳᠤ ᠶᠢᠨ ᠬᠤᠣᠷᠳᠠᠭᠳᠠᠭᠰᠠᠨ ᠬᠤᠨᠢ ᠨᠢ ᠬᠥᠭᠡᠷᠴᠦ ᠲᠣᠭᠲᠠᠪᠤᠷᠢ ᠦᠭᠡᠶ᠂ ᠵᠠᠩ ᠠᠭᠠᠰᠢ ᠨᠢ ᠬᠡᠳᠡᠷ ᠳᠣᠭᠰᠢᠨ᠂ ᠵᠠᠷᠢᠮ ᠳᠠᠭᠠᠨ ᠤᠷᠤᠭᠰᠢ ᠪᠠᠨ | ᠰᠢᠷᠦᠭᠦᠨ ᠳᠠᠭᠠᠷᠢᠨ ᠰᠢᠭᠤᠳ ᠮᠥᠷᠭᠦᠵᠦ᠂ ᠰᠡᠭᠦᠯᠡᠷ ᠨᠢ ᠴᠤᠭ ᠰᠦᠯᠳᠡ ᠦᠭᠡᠶ ᠪᠣᠯᠵᠤ᠂ ᠬᠤᠶᠢᠲᠤ ᠪᠡᠶ᠎ᠡ ᠨᠢ ᠲᠠᠮᠢᠷ ᠦᠭᠡᠶ ᠪᠣᠯᠵᠤ᠂ ᠬᠥᠳᠡᠯᠭᠡᠭᠡᠨ ᠨᠢ | ᠰᠠᠭᠠᠲᠠᠯ ᠲᠠᠢ ᠪᠣᠯᠵᠤ᠂ ᠠᠯᠬᠤᠴᠠ ᠨᠢ ᠵᠡᠭᠦᠨᠰᠢ ᠪᠠᠷᠠᠭᠤᠨᠰᠢ ᠨᠠᠶᠢᠭᠤᠵᠤ᠂ ᠬᠠᠷᠠᠭᠠᠨ ᠤ ᠰᠠᠯᠢᠰᠤᠲᠤ ᠪᠦᠷᠬᠦᠪᠴᠢ ᠨᠢ ᠪᠣᠷᠣᠯᠠᠵᠤ᠂ ᠠᠮᠢᠰᠬᠤᠯ ᠨᠢ ᠬᠦᠴᠦ ᠦᠭᠡᠶ | ᠪᠣᠯᠵᠤ᠂ ᠵᠢᠷᠦᠬᠡ ᠨᠢ ᠮᠠᠭᠤᠳᠠᠵᠤ᠂ ᠬᠡᠦᠬᠡᠨ ᠬᠠᠷᠠᠭ᠎ᠠ ᠨᠢ ᠲᠣᠮᠣᠷᠠᠨ᠂ ᠪᠦᠬᠦ ᠪᠡᠶ᠎ᠡ ᠨᠢ ᠵᠠᠭᠤᠷᠠᠵᠤ᠂ ᠶᠡᠷᠦ ᠳᠡᠭᠡᠨ 1~2 ᠡᠳᠦᠷ ᠤᠨ ᠳᠣᠲᠣᠷ᠎ᠠ ᠥᠭᠦᠳᠡᠭ | ᠪᠠᠶᠢᠨ᠎ᠠ᠃ ᠡᠩ ᠤᠨ ᠬᠥᠩᠭᠡᠨ ᠬᠤᠣᠷᠳᠠᠭᠳᠠᠭᠰᠠᠨ ᠬᠤᠨᠢᠨ ᠳᠤ 25% ᠶᠢᠨ ᠳᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠪᠤᠶᠤ 5% ᠶᠢᠨ ᠲᠠᠨᠨᠢᠨ | ᠬᠦᠴᠢᠯ ᠤᠨ ᠠᠭᠤᠰᠤᠮᠠᠯ 1000 ᠮᠢᠯᠢᠯᠢᠳ᠋ᠷ ᠬᠡᠷᠡᠭᠯᠡᠵᠦ ᠡᠪᠡᠳᠴᠢᠨ ᠲᠠᠢ ᠬᠤᠨᠢᠨ ᠤ ᠬᠤᠳᠣᠭᠤᠳᠣ ᠶᠢ ᠨᠢ ᠤᠬᠢᠶᠠᠬᠤ ᠪᠤᠶᠤ ᠭᠡᠳᠡᠰᠦ ᠶᠢ ᠨᠢ ᠴᠢᠳᠬᠤᠵᠤ᠂ | ᠡᠪᠡᠳᠴᠢᠨ ᠲᠠᠢ ᠬᠤᠨᠢᠨ ᠤ ᠬᠤᠳᠣᠭᠤᠳᠣ ᠭᠡᠳᠡᠰᠦᠨ ᠳᠠᠬᠢ ᠬᠤᠣᠷᠲᠤ ᠪᠣᠳᠠᠰ ᠢ ᠴᠡᠪᠡᠷᠯᠡᠨ ᠠᠷᠢᠯᠭᠠᠵᠤ᠂ ᠬᠤᠣᠷᠲᠤ ᠪᠣᠳᠠᠰ ᠤᠨ ᠰᠢᠩᠭᠡᠭᠡᠵᠦ ᠲᠠᠷᠬᠠᠬᠤ ᠶᠢ | ᠬᠤᠷᠢᠭᠯᠠᠨ᠎ᠠ᠃ | ᠲᠥᠮᠥᠰᠥᠨ ᠳᠤ ᠬᠤᠣᠷᠳᠠᠭᠳᠠᠭᠰᠠᠨ ᠠᠴᠠ ᠪᠣᠯᠤᠭᠰᠠᠨ ᠡᠪᠡᠳᠴᠢᠨ ᠲᠠᠢ ᠬᠤᠨᠢᠨ ᠤ ᠠᠷᠠᠰᠤᠨ ᠤ ᠡᠰᠡᠷᠭᠡᠨ᠎ᠡ᠂ ᠤᠰᠤᠨ ᠴᠥᠪᠥᠷᠢᠭᠦᠦ ᠶᠢᠨ ᠴᠢᠨᠠᠷᠲᠠᠶ | ᠠᠷᠠᠰᠤᠨ ᠤ ᠦᠷᠪᠢᠰᠦᠯ ᠡᠭᠦᠰᠦᠭᠰᠡᠨ ᠬᠡᠰᠡᠭ ᠢ ᠵᠠᠰᠠᠬᠤ ᠳᠤ ᠤᠷᠢᠳ ᠢᠶᠠᠷ ᠡᠪᠡᠳᠴᠢᠯᠡᠭᠰᠡᠨ ᠬᠡᠰᠡᠭ ᠤᠨ ᠬᠥᠨᠵᠢᠯᠡ ᠶᠢᠨ ᠦᠰᠦ ᠶᠢ ᠨᠢ ᠠᠪᠴᠤ ᠬᠠᠶᠠᠭᠠᠳ ᠭᠬᠢᠷ | ᠪᠤᠷᠲᠠᠭ ᠢ ᠨᠢ ᠠᠷᠢᠯᠭᠠᠬᠤ ᠶᠢᠨ ᠬᠠᠮᠲᠤ 20% ᠶᠢᠨ ᠲᠠᠨᠨᠢᠨ ᠬᠦᠴᠢᠯ ᠤᠨ ᠠᠭᠤᠰᠤᠮᠠᠯ ᠪᠤᠶᠤ 30% ᠶᠢᠨ ᠪᠤᠷ ᠬᠦᠴᠢᠯ ᠤᠨ ᠠᠭᠤᠰᠤᠮᠠᠯ ᠢᠶᠠᠷ ᠤᠬᠢᠶᠠᠵᠤ᠂ | ᠳᠠᠷᠠᠭ᠎ᠠ ᠨᠢ 30% ᠶᠢᠨ ᠯᠣᠣ ᠶᠢᠨ ᠰᠥᠰᠥᠨ ᠤ ᠪᠣᠷᠣ ᠪᠤᠶᠤ 30% ᠶᠢᠨ ᠠᠽᠣᠲ ᠬᠦᠴᠢᠯ ᠤᠨ ᠮᠥᠩᠭᠦᠨ ᠤ ᠠᠭᠤᠰᠤᠮᠠᠯ ᠢ ᠲᠦᠷᠬᠢᠵᠦ᠂ ᠡᠪᠡᠳᠴᠢᠯᠡᠭᠰᠡᠨ | ᠬᠡᠰᠡᠭ ᠤᠨ ᠢᠯᠵᠢᠷᠡᠬᠦ ᠶᠢ ᠰᠡᠷᠭᠡᠶᠢᠯᠡᠬᠦ᠂ ᠬᠤᠷᠠᠭᠤᠯᠬᠤ ᠪᠠ ᠨᠡᠪᠴᠢᠬᠦ ᠶᠢ ᠬᠤᠷᠢᠭᠯᠠᠬᠤ ᠦᠢᠯᠡᠳᠦᠯ ᠲᠠᠢ᠃ | ᠬᠦᠨᠳᠦ ᠬᠤᠣᠷᠳᠠᠯᠭ᠎ᠠ ᠪᠠ ᠬᠤᠣᠷᠳᠠᠯᠭ᠎ᠠ ᠶᠢᠨ ᠢᠯᠡᠷᠡᠯ ᠨᠢ ᠨᠡᠯᠢᠶᠡᠳ ᠬᠡᠴᠡᠭᠦᠦ ᠡᠪᠡᠳᠴᠢᠨ ᠲᠠᠢ ᠬᠤᠨᠢ ᠶᠢ ᠪᠣᠯ ᠭᠤᠷᠪᠠᠨ ᠰᠢᠷ᠎ᠠ ᠶᠢᠨ ᠬᠤᠣᠷ ᠢ ᠲᠠᠶᠢᠯᠬᠤ | ᠡᠮ ᠤᠨ ᠱᠥᠯᠥ ᠪᠠᠷ ᠡᠪᠡᠳᠴᠢᠨ ᠲᠠᠢ ᠬᠤᠨᠢᠨ ᠳᠤ ᠤᠤᠭᠤᠯᠭᠠᠵᠤ᠂ ᠬᠤᠣᠷ ᠢ ᠨᠢ ᠭᠠᠳᠠᠭᠰᠢᠯᠠᠭᠤᠯᠤᠨ ᠬᠤᠣᠷ ᠢ ᠨᠢ ᠲᠠᠶᠢᠯᠬᠤ ᠶᠢ ᠠᠬᠢᠭᠤᠯᠤᠨ᠎ᠠ᠃ | |