113 ᠳᠠᠬᠢ ︽3.8︾ ᠤ ᠤᠯᠠᠨ ᠤᠯᠤᠰ ᠤᠨ ᠡᠮᠡᠭᠳᠡᠶᠢᠴᠦᠳ ᠤᠨ ᠪᠠᠶᠠᠷ ᠤᠨ ᠡᠳᠦᠷ ᠭᠦᠷᠴᠦ ᠢᠷᠡᠬᠦ ᠳᠠᠰᠢᠷᠠᠮ ᠢᠶᠠᠷ᠂ ᠦᠤᠰᠢᠨ ᠬᠤᠰᠢᠭᠤᠨ ᠤ ᠳᠤᠭ | ᠪᠠᠯᠭᠠᠰᠤᠨ ᠤ ᠮᠡᠶᠢᠷᠡᠨᠰᠦᠮᠡ ᠭᠠᠴᠠᠭ᠎ᠠ᠂ ᠪᠦᠬᠦ ᠭᠠᠴᠠᠭᠠᠨ ᠤ ᠡᠮᠩᠳᠡᠶᠢᠴᠦᠳ ᠢᠶᠠᠨ ᠵᠤᠬᠢᠶᠠᠨ ᠪᠠᠶᠢᠭᠤᠯᠤᠨ ᠪᠠᠶᠠᠯᠢᠭ ᠠᠭᠤᠯᠭ᠎ᠠ ᠲᠠᠢ ᠰᠣᠶᠣᠯ ᠪᠡᠶ᠎ᠡ ᠶᠢᠨ ᠲᠠᠮᠢᠷ ᠤᠨ | ᠠᠵᠢᠯᠯᠠᠭ᠎ᠠ ᠪᠣᠯᠣᠨ ᠱᠠᠩᠨᠠᠨ ᠭᠦᠬᠢᠭᠦᠯᠬᠦ ᠠᠵᠢᠯᠯᠠᠭ᠎ᠠ ᠦᠷᠨᠢᠭᠦᠯᠵᠥ᠂ ᠳᠦᠷᠦ ᠶᠢᠨ ᠬᠠᠭᠠᠰ ᠳᠣᠯᠭᠠᠭᠤᠷᠢ ᠪᠤᠯᠤᠭᠰᠠᠨ ᠡᠮᠡᠭᠳᠡᠶᠢᠴᠦᠳ ᠤᠨ ᠪᠠᠶᠠᠷ ᠢ ᠤᠳᠭ᠎ᠠ | ᠲᠡᠭᠦᠯᠳᠡᠷ ᠲᠡᠮᠲᠡᠭᠯᠡᠯ᠎ᠡ᠃ | ᠡᠨ᠋ᠨ ᠤᠳᠠᠭᠠᠨ ᠤ ᠠᠵᠢᠯᠯᠠᠭ᠎ᠠ ᠳᠤ᠂ ᠮᠠᠶᠢᠷᠠᠨᠰᠥᠮᠡ ᠭᠠᠴᠠᠭ᠎ᠠ ᠨᠢ ᠦᠨᠳᠣᠰᠣᠳᠠᠨ ᠤ ᠵᠠᠩ ᠣᠶᠢᠯᠡ ᠶᠢᠨ ᠰᠡᠳᠣᠪᠲᠣ ᠳᠠᠶᠢᠰᠠᠨ ᠤ ᠤᠷᠠᠯᠢᠭ ᠤᠨ | ᠳᠣᠭᠯᠠᠯᠲᠠ ᠶᠢᠨ ᠮᠦᠷᠦ᠋ᠴᠡᠭᠡᠨ᠂ ᠱᠠᠭ᠎ᠠ ᠨᠠᠭᠠᠳᠬᠤ᠂ ᠵᠡᠭᠦᠦ ᠤᠳᠠᠰᠤ ᠰᠦᠪᠡᠯᠡᠬᠦ᠂ ᠲᠡᠪᠡᠭ ᠢᠰᠭᠦᠯᠬᠦ ᠵᠡᠷᠭᠡ ᠰᠣᠶᠣᠯ ᠲᠠᠮᠢᠷ ᠤᠨ ᠰᠤᠨᠢᠷᠬᠠᠯᠳᠤ ᠤᠷᠤᠯᠳᠤᠭᠠᠨ ᠢ | ᠦᠷᠨᠢᠭᠦᠯᠵᠥ ᠣᠯᠡᠨ ᠲᠦᠮᠡᠨ ᠢ ᠪᠠᠶᠠᠰᠬᠠᠭᠰᠠᠨ ᠤ ᠬᠠᠮᠲᠣ ︽3.8︾ ᠤ ᠤᠯᠠᠭᠠᠨ ᠲᠤᠭᠴᠢ᠂ ᠰᠠᠶᠢᠨ ᠡᠵᠢ᠂ ᠰᠠᠶᠢᠨ ᠪᠡᠷᠢ᠂ ᠠᠵᠢᠯᠴᠢ ᠭᠦᠳᠡᠯᠮᠦᠷᠢ ᠡᠷᠦᠬᠡ᠂ | ᠪᠤᠯᠪᠠᠰᠤᠨ ᠡᠷᠦᠬᠡ ᠵᠡᠷᠭᠡ ᠶᠢ ᠱᠠᠩᠨᠠᠨ ᠬᠦᠭᠢᠬᠦᠯᠵᠦ ᠣᠯᠡᠨ ᠲᠦᠮᠡᠨ ᠤ ᠡᠷᠴᠢ ᠵᠣᠷᠢᠭ ᠢ ᠬᠦᠪᠴᠢᠯᠡᠯ᠎ᠡ᠃ ᠦᠤᠰᠢᠨ ᠬᠤᠰᠢᠭᠤᠨ ᠤ ᠳᠤᠭ ᠪᠠᠯᠭᠠᠰᠤᠨ ᠤ | ᠮᠡᠶᠢᠷᠡᠨᠰᠦᠮᠡ ᠭᠠᠴᠠᠭᠠᠨ ᠤ ᠬᠠᠲᠠᠭᠤ ᠮᠠᠯᠵᠢᠯ ᠤᠨ ᠬᠤᠷᠰᠢᠶᠠᠨ ᠤ ᠮᠠᠯᠴᠢᠨ ᠳᠦᠮᠡᠨᠴᠡᠴᠡᠭ ᠰᠤᠷᠪᠤᠯᠵᠢᠯᠠᠭᠴᠢ ᠳᠤ᠄ ︽ᠦᠨᠦᠳᠦᠷ ᠨᠠᠮ ᠵᠠᠰᠠᠭ ᠠᠴᠠ ᠮᠠᠨᠤᠰ ᠲᠤ | ᠡᠶᠢᠮᠦ ᠰᠠᠶᠢᠬᠠᠨ ᠬᠠᠶᠢᠷ᠎ᠠ ᠬᠠᠯᠠᠮᠵᠢ ᠶᠢ ᠬᠦᠷᠳᠡᠭᠡᠭᠰᠡᠨ ᠳᠤ ᠶᠡᠭᠡ ᠰᠡᠳᠭᠢᠯ ᠬᠦᠳᠡᠯᠵᠤ ᠪᠠᠶᠢᠨ᠎ᠠ᠃ ᠬᠤᠵᠢᠮ ᠬᠤᠶᠢᠰᠢᠳᠠ ᠪᠠᠨ ᠨᠡᠩ ᠦᠷᠬᠡᠨ ᠳᠡᠯᠬᠡᠷ | ᠠᠭᠤᠯᠭ᠎ᠠ ᠲᠠᠢ ᠪᠤᠯᠵᠤ᠂ ᠤᠯᠠᠨ ᠲᠦᠮᠡᠨᠴᠢ ᠰᠤᠶᠤᠯ ᠤᠨ ᠠᠵᠢᠯᠯᠠᠭ᠎ᠠ ᠪᠤᠯᠵᠤ ᠬᠦᠭᠵᠢᠬᠦ ᠶᠢ ᠬᠦᠰᠡᠶ᠎ᠡ︾ ᠬᠡᠵᠤ ᠶᠠᠷᠢᠯ᠎ᠠ᠃ | ᠤᠶᠢᠯᠠᠭᠠᠭᠰᠠᠨ ᠢᠶᠠᠷ ᠮᠠᠶᠢᠷᠠᠨᠰᠥᠮᠡ ᠭᠠᠴᠠᠭ᠎ᠠ ᠪᠣᠯᠣᠨ ᠮᠠᠶᠢᠷᠠᠨᠰᠦᠮᠡ ᠠᠴᠠ ᠨᠡᠭᠦᠵᠥ ᠲᠤᠭ ᠪᠠᠯᠭᠠᠰᠣᠨ ᠤ ︽ᠠᠵᠠᠲᠠᠢ︾ ᠨᠡᠶᠢᠬᠡᠮ ᠳᠣᠭᠤᠷᠢᠭ ᠲᠤ ᠰᠠᠭᠤᠵᠥ | ᠪᠠᠶᠢᠭ᠎ᠠ ᠡᠮᠡᠭᠲᠡᠶᠢᠴᠦᠳ ᠣᠳᠣᠬᠠᠨ ᠳᠤ 660 ᠭᠠᠷᠣᠢ ᠪᠠᠶᠢᠳᠠᠭ᠃ ᠵᠢᠯ ᠪᠣᠯᠭᠠᠨ ᠤ ︽3.8︾ ᠤ ᠤᠯᠠᠨ ᠤᠯᠤᠰ ᠤᠨ ᠡᠮᠡᠭᠳᠡᠶᠢᠴᠦᠳ ᠤᠨ ᠪᠠᠶᠠᠷ ᠭᠦᠷᠴᠣ | ᠢᠷᠡᠬᠦ ᠪᠠᠷ ᠪᠠᠶᠠᠯᠢᠭ ᠠᠭᠤᠯᠭ᠎ᠠ ᠲᠠᠢ ᠠᠵᠢᠯᠯᠠᠭ᠎ᠠ ᠦᠷᠨᠢᠭᠦᠯᠳᠡᠭ ᠪᠠᠶᠢᠨ᠎ᠠ᠃ | ᠦᠤᠰᠢᠨ ᠬᠤᠰᠢᠭᠤᠨ ᠤ ᠳᠤᠭ ᠪᠠᠯᠭᠠᠰᠤᠨ ᠤ ᠮᠡᠶᠢᠷᠡᠨᠰᠦᠮᠡ ᠭᠠᠴᠠᠭᠠᠨ ᠤ ᠱᠦᠵᠢ ᠵᠢᠷᠭᠠᠯ᠄ ︽ᠦᠨᠦᠳᠦᠷ ᠮᠠᠨ ᠤ ᠮᠡᠶᠢᠷᠡᠨᠰᠦᠮᠡ ᠭᠠᠴᠠᠭᠠᠨ ᠤ ᠨᠠᠮ ᠤᠨ | ᠡᠭᠦᠷ ᠭᠠᠴᠠᠭ᠎ᠠ ᠵᠦᠪᠯᠡᠯ ᠠᠴᠠ ︿3.8﹀ ᠤ ᠤᠯᠠᠨ ᠤᠯᠤᠰ ᠤᠨ ᠡᠮᠡᠭᠳᠡᠶᠢᠴᠦᠳ ᠤᠨ ᠪᠠᠶᠠᠷ ᠢ ᠪᠡᠯᠭᠡᠯᠡᠬᠦ ᠠᠵᠢᠯᠯᠠᠭ᠎ᠠ ᠶᠢ ᠦᠷᠨᠢᠬᠦᠯᠵᠦ᠂ ᠲᠡᠳᠡ ᠪᠦᠬᠦᠨ ᠤ | ᠨᠠᠮ ᠳᠠᠭᠠᠨ ᠦᠨᠡᠨᠴᠢ᠂ ᠠᠳᠠᠯ ᠠᠮᠢᠳᠤᠷᠠᠯ ᠳᠠᠭᠠᠨ ᠢᠳᠡᠭᠡᠯ ᠲᠡᠭᠦᠯᠳᠡᠷ ᠪᠠᠶᠢᠵᠤ᠂ ᠭᠠᠴᠠᠭ᠎ᠠ ᠨᠡᠶᠢᠲᠡ ᠶᠢᠨ ᠠᠵᠢᠯᠯᠠᠬ᠋᠎ᠠ ᠳᠤ ᠢᠯᠡᠭᠦᠬᠡᠨ ᠣᠷᠣᠯᠴᠠᠵᠤ᠂ ᠮᠦᠨ ᠴᠦ | ᠨᠣᠳᠤᠭ ᠣᠷᠣᠨ ᠤ ᠪᠠᠨ ᠬᠤᠵᠢᠮ ᠤᠨ ᠬᠦᠭᠵᠢᠯᠳᠡ ᠳᠤ ᠬᠤᠪᠢ ᠨᠡᠮᠡᠷᠢ ᠢᠶᠠᠨ ᠦᠵᠡᠬᠦᠯᠬᠦ ᠶᠢ ᠭᠦᠰᠡᠵᠦ ᠪᠠᠶᠢᠨ᠎ᠠ︾ ᠬᠡᠵᠤ ᠪᠢᠳᠠᠨ ᠳᠤ ᠶᠠᠷᠢᠯ᠎ᠠ᠃ | | | |